UNESCO ᠶᠢᠨ《ᠳᠡᠯᠡᠬᠡᠢ ᠶᠢᠨ ᠳᠤᠷᠠᠰᠤᠮᠵᠢ》 ᠬᠥᠲᠥᠯᠪᠦᠷᠢ ᠶᠢᠨ ᠠᠽᠢᠶ᠎ᠠ᠂ ᠨᠣᠮᠣᠬᠠᠨ ᠳᠠᠯᠠᠢ ᠶᠢᠨ ᠪᠥᠰᠡ ᠶᠢᠨ ᠬᠣᠷᠢᠶᠠᠨ ᠤ ᠡᠭᠡᠯᠵᠢᠲᠦ ᠠᠷᠪᠠᠨ ᠨᠢᠭᠡᠳᠦᠭᠡᠷ ᠶᠡᠷᠦᠩᠬᠡᠢ ᠴᠢᠭᠤᠯᠭᠠᠨ 2026 ᠣᠨ ᠤ ᠠᠷᠪᠠᠨ ᠨᠢᠭᠡᠳᠦᠭᠡᠷ ᠰᠠᠷ᠎ᠠ ᠶᠢᠨ 02-06 ᠤ ᠡᠳᠦᠷ ᠦᠳ ᠲᠦ ᠪᠦᠭᠦᠳᠡ ᠨᠠᠢᠷᠠᠮᠳᠠᠬᠤ ᠢᠨᠳᠥᠨᠧᠽ ᠤᠨ ᠨᠡᠢᠰᠯᠡᠯ ᠵᠠᠺᠠᠷᠲ᠋ᠠ ᠬᠣᠲᠣᠩ ᠢᠶᠠᠨ ᠬᠤᠷᠠᠯᠳᠤᠯ᠎ᠠ᠃

ᠴᠢᠭᠤᠯᠭᠠᠨ ᠤ ᠦᠶ᠎ᠡ ᠪᠡᠷ ᠤᠯᠤᠰ ᠣᠷᠣᠨ ᠨᠤᠭᠤᠳ ᠠᠴᠠ ᠳᠡᠪᠰᠢᠭᠦᠯᠦᠭᠰᠡᠨ 28 ᠪᠠᠷᠢᠮᠲᠠᠲᠤ ᠥᠪ ᠢ UNESCO ᠶᠢᠨ 《ᠳᠡᠯᠡᠬᠡᠢ ᠶᠢᠨ ᠳᠤᠷᠠᠰᠤᠮᠵᠢ》 ᠬᠥᠲᠥᠯᠪᠦᠷᠢ ᠶᠢᠨ ᠠᠽᠢᠶ᠎ᠠ᠂ ᠨᠣᠮᠣᠬᠠᠨ ᠳᠠᠯᠠᠢ ᠶᠢᠨ ᠪᠥᠰᠡ ᠶᠢᠨ ᠵᠢᠭᠰᠠᠭᠠᠯᠲᠠ ᠳᠤ ᠪᠦᠷᠢᠳᠬᠡᠬᠦ ᠡᠰᠡᠬᠦ ᠠᠰᠠᠭᠤᠳᠠᠯ ᠢ ᠬᠡᠯᠡᠯᠴᠡᠵᠦ᠂ 10 ᠤᠯᠤᠰ ᠤᠨ 21 ᠥᠪ ᠢ ᠰᠢᠨ᠎ᠡ ᠪᠡᠷ ᠪᠦᠷᠢᠳᠬᠡᠵᠦ᠂ ᠭᠡᠷᠡᠴᠢᠯᠡᠭᠡ ᠶᠢ ᠭᠠᠷᠳᠠᠭᠤᠯᠪᠠ᠃ ᠮᠣᠩᠭᠣᠯ ᠤᠯᠤᠰ ᠠᠴᠠ ᠳᠡᠪᠰᠢᠭᠦᠯᠦᠭᠰᠡᠨ 《ᠪᠤᠷᠬᠠᠨ ᠪᠠᠭᠰᠢ ᠶᠢᠨ ᠰᠢᠲᠦᠭᠡᠨ ᠵᠢᠷᠤᠭᠲᠤ ᠨᠠᠮᠲᠠᠷ》ᠲᠤᠰ ᠵᠢᠭᠰᠠᠭᠠᠯᠲᠠ ᠳᠤ ᠪᠦᠷᠢᠳᠬᠡᠭᠳᠡᠯ᠎ᠡ᠃

《ᠪᠤᠷᠬᠠᠨ ᠪᠠᠭᠰᠢ ᠶᠢᠨ ᠰᠢᠲᠦᠭᠡᠨ ᠵᠢᠷᠤᠭᠲᠤ ᠨᠠᠮᠲᠠᠷ》ᠥᠪ ᠨᠢ ᠭ ∙ ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠢ ᠶᠢᠨ ᠰᠠᠩ ᠬᠥᠮᠥᠷᠭᠡ ᠳᠦ ᠬᠠᠳᠠᠭᠠᠯᠠᠭᠳᠠᠳᠠᠭ᠂ ᠠᠷᠪᠠ ᠶᠢᠰᠦᠳᠦᠭᠡᠷ ᠵᠠᠭᠤᠨ ᠤ ᠲᠡᠦᠬᠡ ᠰᠤᠶᠤᠯ ᠤᠨ ᠳᠤᠷᠠᠰᠬᠠᠯ᠃ 28※ 22 ᠰᠠᠨᠲ᠋ᠢᠮᠧᠲ᠋ᠷ ᠬᠡᠮᠵᠢᠶ᠎ᠡ ᠲᠡᠢ ᠴᠠᠭᠠᠰᠤᠨ ᠳᠡᠭᠡᠷ᠎ᠡ ᠰᠢᠷᠤᠢ ᠶᠢᠨ ᠪᠤᠳᠤᠭ ᠢᠶᠠᠷ ᠵᠢᠷᠤᠭᠰᠠᠨ᠂ ᠪᠤᠷᠬᠠᠨ ᠪᠠᠭᠰᠢ ᠶᠢᠨ ᠨᠠᠮᠲᠠᠷ 34 ᠴᠤᠪᠤᠷᠠᠯ ᠪᠤᠳᠦᠭᠡᠯ ᠶᠤᠮ᠃

The post UNESCO ᠶᠢᠨ 《ᠳᠡᠯᠡᠬᠡᠢ ᠶᠢᠨ ᠳᠤᠷᠠᠰᠤᠮᠵᠢ》ᠬᠥᠲᠥᠯᠪᠦᠷᠢ ᠳᠦ ᠰᠢᠨ᠎ᠡ ᠪᠠᠷᠢᠮᠲᠠᠳᠤ ᠥᠪ ᠪᠦᠷᠢᠳᠬᠡᠭᠦᠯᠦᠯ᠎ᠡ appeared first on News.MN - ᠮᠡᠳᠡᠭᠡᠯᠡᠯ ᠦᠨ ᠡᠬᠢ ᠰᠤᠷᠪᠤᠯᠵᠢ.